h1 - ᠭᠠᠷᠴᠠᠭ

h2 - ᠭᠠᠷᠴᠠᠭ

h3 - ᠭᠠᠷᠴᠠᠭ

ᠴᠢᠨᠭᠢᠰ ᠡᠴᠡ ᠤᠬᠠᠭᠠᠨᠲᠤ ᠲᠣᠭᠣᠨ ᠲᠡᠮᠦᠷ ᠬᠦᠷᠲᠡᠯ᠎ᠡ ᠮᠣᠨᠭᠣᠯ ᠤᠨ ᠲᠡᠦᠬᠡ ᠠᠰᠠᠷᠠᠭᠴᠢ ᠨᠡᠷᠡᠲᠦ ᠶᠢᠨ ᠲᠡᠦᠬᠡ ᠑᠖᠗᠗ ᠣᠨ ᠳᠤ ᠲᠦᠰᠢᠶᠡᠲ ᠬᠠᠨ ᠠᠶᠢᠮᠠᠭ ᠤᠨ ᠱᠠᠮᠪᠠ ᠵᠠᠰᠠᠭ ᠵᠣᠬᠢᠶᠠᠪᠠᠢ ᠭᠡᠭᠡᠭᠰᠡᠨ ᠳᠦᠷ ᠠᠳᠠᠯᠢ ᠬᠡᠮᠡᠭᠰᠡᠨ ᠬᠢᠭᠡᠳ ᠄ ᠲᠥᠷᠦᠭᠰᠡᠨ ᠬᠦᠮᠦᠨ ᠳᠦᠷ ᠠᠯᠳᠠᠷᠰᠢᠬᠤ ᠦᠭᠡ ᠬᠡᠷᠡᠭ ᠄ ᠪᠦᠲᠦᠭᠡᠭᠰᠡᠨ ᠬᠢᠵᠠᠭᠠᠷ ᠬᠡᠷᠡᠭ ᠄ ᠶᠡᠬᠡ ᠬᠦᠮᠦᠨ ᠳᠦᠷ ᠥᠨᠳᠦᠷ ᠪᠡᠯᠭᠡ ᠬᠡᠷᠡᠭ ᠬᠡᠮᠡᠭᠰᠡᠨ ᠪᠤᠶᠤ ᠅ ᠡᠶᠢᠮᠦ ᠵᠠᠷᠯᠢᠭ ᠠᠴᠠ ᠤᠯᠠᠮᠵᠢᠯᠠᠵᠤ ᠄ ᠡᠳᠦᠭᠡ ᠦᠯᠦ ᠮᠡᠳᠡᠭᠴᠢᠨ ᠢ ᠮᠡᠳᠡᠲᠦᠭᠡᠢ ᠬᠡᠮᠡᠵᠦ ᠡᠭᠦᠨ ᠡᠴᠡ ᠵᠠᠯᠭᠠᠵᠤ ᠬᠢᠲᠦᠭᠡᠢ ᠬᠣᠶᠢᠲᠤᠰ ᠦᠵᠡᠵᠦ ᠄ ᠡᠳᠦᠢ ᠲᠡᠳᠦᠢ ᠲᠣᠪᠴᠢᠯᠠᠨ ᠪᠢᠴᠢᠪᠡ ᠲᠡᠦᠬᠡ ᠪᠣᠯᠭᠠᠵᠤ ᠄ ᠡᠨᠡᠳᠬᠡᠭ᠋ ᠦᠨ ᠡᠩ ᠲᠡᠷᠢᠭᠦᠨ ᠮᠠᠬ᠎ᠠ ᠰᠠᠮᠪᠠᠳᠢ ᠬᠠᠭᠠᠨ ᠠᠴᠠ ᠢᠨᠠᠭᠰᠢ ᠄ ᠠᠷᠢᠭᠤᠨ ᠢᠳᠡᠭᠡᠲᠦ ᠬᠠᠭᠠᠨ ᠠᠴᠠ ᠳᠡᠭᠡᠭᠰᠢ ᠄ ᠨᠢᠭᠡᠨ ᠪᠤᠮᠳᠢ ᠄ ᠬᠣᠶᠠᠷ ᠲᠦᠮᠡᠨ ᠄ ᠨᠢᠭᠡᠨ ᠮᠢᠩᠭᠠᠨ ᠲᠠᠪᠤᠨ ᠵᠠᠭᠤᠨ ᠠᠷᠪᠠᠨ ᠳᠥᠷᠪᠡᠨ ᠬᠠᠳ ᠤᠨ ᠦᠶ᠎ᠡ ᠪᠣᠯᠤᠭᠰᠠᠨ ᠬᠣᠶᠢᠨ᠎ᠠ ᠄ ᠠᠷᠢᠭᠤᠨ ᠢᠳᠡᠭᠡᠲᠦ ᠬᠠᠭᠠᠨ ᠤ ᠬᠥᠪᠡᠭᠦᠨ ᠰᠠᠬᠶᠠᠮᠦᠨᠢ ᠪᠤᠷᠬᠠᠨ ᠨᠢᠷᠸᠠᠨ ᠤ ᠳᠦᠷᠢ ᠦᠵᠡᠭᠦᠯᠦᠭᠰᠡᠨ ᠦ ᠬᠣᠶᠢᠨ᠎ᠠ ᠮᠢᠩᠭᠠᠨ ᠢᠯᠡᠭᠦᠦ ᠵᠢᠯ ᠪᠣᠮᠬᠤᠢ ᠳᠤᠷ ᠄ ᠡᠨᠡᠳᠬᠡᠭ᠋ ᠦᠨ ᠵᠠᠭᠤᠨ ᠴᠡᠷᠢᠭᠲᠦ ᠬᠡᠮᠡᠬᠦ ᠬᠠᠭᠠᠨ ᠤ ᠣᠳᠬᠠᠨ ᠬᠥᠪᠡᠭᠦᠨ ᠢᠨᠦ ᠦᠰᠦᠨ ᠬᠢᠮᠦᠰᠦᠨ ᠠᠨᠤ ᠬᠥᠬᠡ ᠭᠠᠷ ᠬᠦᠯ ᠢᠨᠦ ᠬᠠᠪᠲᠠᠭᠠᠢ ᠨᠢᠳᠦᠨ ᠢᠶᠡᠨ ᠥᠭᠡᠳᠡ ᠠᠨᠢᠬᠤ ᠄ ᠡᠴᠢᠭᠡ ᠡᠬᠡ ᠢᠨᠤ ᠲᠩᠷᠢ ᠴᠢᠳᠬᠢᠷ ᠦᠨ ᠬᠤᠪᠢᠯᠭᠠᠨ ᠪᠤᠶᠤ ᠬᠡᠮᠡᠨ ᠦᠯᠳᠡᠵᠦ ᠣᠷᠬᠢᠪᠠᠢ ᠄ Эндээс веб товчлуурууд бичлэгийн талбар зэргийг харуулсан байдал: